男人

甘迪嘎夫

作词 : 毛依罕

作曲 : 好来宝

ᠬᠣᠯᠪᠣᠨ ᠡᠯᠭᠦᠨ ᠬᠡᠯᠡᠬᠦ ᠦᠭᠡᠢ ᠪᠣᠯ

ᠬᠣᠯᠪᠣᠭ᠎ᠠ ᠶᠠᠭᠠᠬᠢᠵᠤ ᠡᠭᠦᠰᠤᠨ᠎ᠠ ᠳ᠋ᠡ

ᠡᠯᠭᠦᠨ ᠬᠢᠯᠭᠡᠨ ᠬᠡᠯᠡᠬᠦ ᠦᠭᠡᠢ ᠪᠣᠯ

ᠦᠯᠢᠭᠡᠷ ᠶᠠᠭᠠᠬᠢᠵᠤ ᠡᠭᠦᠰᠤᠨ᠎ᠠ ᠳ᠋ᠠ

ᠪᠤᠵᠠᠷ  ᠦᠨᠦᠷ ᠳᠠᠷᠤᠬᠤ ᠦᠭᠡᠢ ᠪᠣᠯ

ᠰᠠᠩ  ᠰᠠᠢᠨ ᠨᠢ ᠭᠠᠷᠬᠤ ᠦᠭᠡᠢ ᠶᠤᠮ

ᠦᠮᠡᠬᠡᠢ ᠦᠨᠦᠷ ᠢ ᠳᠠᠷᠤᠬᠤ ᠦᠭᠡᠢ ᠪᠣᠯ

ᠤᠳᠤᠯᠭ᠎ᠠ  ᠰᠠᠢᠨ ᠨᠢ ᠭᠠᠷᠬᠤ ᠦᠭᠡᠢ

ᠪᠤᠷᠤᠩᠬᠤᠢ ᠢᠨ ᠰᠦᠷ   ᠦᠭᠡᠢ ᠪᠣᠯ

ᠨᠣᠶᠠᠨ  ᠰᠠᠢᠨ ᠨᠢ ᠭᠠᠷᠬᠤ ᠦᠭᠡᠢ ᠶᠤᠮ

ᠪᠠᠯᠠᠮᠠᠳ  ᠬᠦᠴᠦ  ᠳᠠᠷᠤᠬᠤ ᠦᠭᠡᠢ ᠪᠣᠯ

ᠪᠠᠭᠠᠲᠤᠷ  ᠰᠠᠢᠨ ᠨᠢ ᠭᠠᠷᠬᠤ ᠶᠤᠮ

ᠡᠵᠡᠷᠬᠡᠭ  ᠰᠦᠷ  ᠳᠠᠷᠤᠬᠤ ᠦᠭᠡᠢ ᠪᠣᠯ

ᠡᠷ᠎ᠡ  ᠰᠠᠢᠨ ᠨᠢ ᠭᠠᠷᠬᠤ ᠦᠭᠡᠢ ᠶᠤᠮ

ᠦᠯᠡᠨ ᠵᠢᠳᠡᠭᠦᠷ ᠢ ᠲᠠᠷᠠᠬᠤ ᠦᠭᠡᠢ ᠪᠣᠯ

ᠤᠪᠠᠳᠢᠰ  ᠰᠠᠢᠨ ᠨᠢ ᠭᠠᠷᠬᠤ ᠦᠭᠡᠢ ᠶᠤᠮ

ᠠᠵᠢᠨᠢ ᠬᠥᠯᠥᠭ ᠮᠣᠷᠢ ᠴᠢᠨᠢ

ᠠᠳᠤᠭᠤ ᠪᠣᠯᠭᠣᠨ  ᠪᠠᠢᠨᠤ ᠳ᠋ᠠ

ᠠᠰᠪᠤᠷ ᠵᠠᠩ  ᠡᠷ᠎ᠡ ᠬᠥᠮᠥᠨ ᠴᠢᠨᠢ

ᠠᠢᠯ ᠪᠣᠯᠭᠣᠨ  ᠪᠠᠢᠨᠤ ᠳ᠋ᠠ

ᠰᠦᠯᠳᠡ ᠰᠢᠷᠭ᠎ᠠ ᠮᠣᠷᠢ ᠴᠢᠨᠢ

ᠰᠦᠷᠦᠭ ᠪᠣᠯᠭᠣᠨ ᠳ᠋ᠦ ᠪᠠᠢᠨᠤ ᠳ᠋ᠠ

ᠰᠦᠰᠤ ᠵᠣᠷᠢᠭ ᠲᠢ ᠡᠷ᠎ᠡ ᠬᠥᠮᠥᠨ ᠴᠢᠨᠢ

ᠴᠤᠭᠯᠠᠭᠰᠠᠨ ᠪᠤᠯᠤᠭᠠᠨ ᠪᠠᠢᠨᠤ ᠳ᠋ᠠ

ᠡᠮᠡᠭᠡᠯ  ᠣᠯᠥᠩ ᠰᠠᠢᠨ ᠪᠣᠯ

ᠡᠮᠨᠢᠭ ᠮᠣᠷᠢ ᠡᠴᠡ ᠠᠶᠤᠬᠤ ᠦᠭᠡᠢ

ᠡᠷ᠎ᠡ ᠬᠥᠮᠥᠨ ᠵᠣᠷᠢᠭ ᠲᠢ ᠪᠣᠯ

ᠡᠵᠡᠷᠬᠡᠭ ᠭᠠᠢᠬᠠᠯ  ᠠᠶᠤᠬᠤ ᠦᠭᠡᠢ

ᠬᠠᠵᠢᠷ ᠢᠨ ᠠᠮᠠᠭᠠᠢ ᠰᠠᠢᠨ ᠪᠣᠯ

ᠬᠠᠳᠤ ᠮᠣᠷᠢ ᠡᠴᠡ ᠠᠶᠤᠬᠤ ᠦᠭᠡᠢ

ᠬᠠᠷ᠎ᠠ ᠵᠣᠷᠢᠭ ᠲᠢ ᠡᠷ᠎ᠠ ᠬᠥᠮᠥᠨ ᠪᠣᠯ

ᠬᠠᠷᠭᠢᠰ ᠲᠠᠷᠯᠠᠯ ᠡᠴᠡ ᠠᠶᠤᠬᠤ ᠦᠭᠡᠢ

ᠬᠠᠵᠢᠷ ᠢᠨ ᠠᠮᠠᠭᠠᠢ ᠰᠠᠢᠨ ᠪᠣᠯ

ᠬᠠᠳᠤ ᠮᠣᠷᠢ ᠡᠴᠡ ᠠᠶᠤᠬᠤ ᠦᠭᠡᠢ

ᠬᠠᠷ᠎ᠠ ᠵᠣᠷᠢᠭ ᠲᠢ ᠡᠷ᠎ᠠ ᠬᠥᠮᠥᠨ ᠪᠣᠯ

ᠬᠠᠷᠭᠢᠰ ᠲᠠᠷᠯᠠᠯ ᠡᠴᠡ ᠠᠶᠤᠬᠤ ᠦᠭᠡᠢ

同歌手歌词