ᠮᠥᠩᠬᠡ ᠰᠣᠶᠤᠯ ᠤ᠋ᠨ ᠥᠯᠦᠭᠡᠢ

松布尔

作词 : ᠰ᠂ ᠤᠳᠬᠤᠨ

作曲 : ᠰᠢᠨᠡᠪᠠᠶᠠᠷ

ᠮᠥᠩᠬᠡ ᠰᠣᠶᠤᠯ ᠤ᠋ᠨ ᠥᠯᠦᠭᠡᠢ

ᠳᠥᠷᠪᠡᠳ ᠬᠣᠰᠢᠭᠤᠨ ᠪ ᠬᠣᠩᠭᠤᠷ ᠮᠣᠩᠭᠤᠯ ᠰᠤᠷᠭᠠᠭᠤᠯᠢ ᠶ᠋ᠢᠨ ᠳᠠᠭᠤᠤ

ᠳᠠᠭᠤᠴᠢᠨ : ᠰᠦᠮᠪᠦᠷ᠂ ᠲᠤᠨᠤᠯᠵᠠᠨ᠎ᠠ᠂ ᠲᠦᠮᠡᠨᠴᠡᠴᠡᠭ᠂ ᠨᠠᠰᠤᠨᠵᠢᠷᠭᠠᠯ

ᠲᠡᠭᠷᠢ ᠳ᠋ᠦ ᠮᠠᠨᠳᠤᠬᠤ ᠨᠠᠷᠠᠨ ᠭᠡᠷᠡᠯ ᠢ᠋ᠶ᠋ᠡᠨ ᠨᠢᠭᠤᠭ᠎ᠠ ᠦᠭᠡᠢ

ᠳᠡᠭᠡᠪᠦᠷᠢ ᠴᠤᠭᠤᠷᠬᠠᠢ ᠪᠠᠭᠤᠷᠢ ᠡᠴᠡ ᠢᠯᠴᠢ ᠪᠠᠨ ᠲᠠᠲᠠᠭ᠎ᠠ ᠦᠭᠡᠢ

ᠳᠡᠯᠭᠡᠷ ᠮᠣᠩᠭᠤᠯ ᠤ᠋ᠨ ᠮᠢᠨᠢ ᠭᠣᠯᠤᠮᠲᠠ ᠤᠨᠲᠠᠷᠠᠬᠤ ᠶᠣᠰᠤ ᠦᠭᠡᠢ

ᠳᠡᠯᠡᠬᠡᠢ ᠶ᠋ᠢᠨ ᠥᠷᠦᠴᠡᠨ ᠳᠡᠭᠡᠷ᠎ᠡ ᠲᠤᠯᠭ᠎ᠠ ᠮᠢᠨᠢ ᠪᠠᠳᠠᠷᠠᠨ᠎ᠠ

ᠰᠣᠶᠤᠯ ᠤ᠋ᠨ ᠨᠠᠷᠠᠨ ᠭᠡᠢᠢᠭᠦᠯᠦᠭᠰᠡᠨ

ᠬᠣᠩᠭᠤᠷ ᠮᠣᠩᠭᠤᠯ ᠰᠤᠷᠭᠠᠭᠤᠯᠢ ᠮᠢᠨᠢ

ᠭᠣᠪᠢ ᠶ᠋ᠢᠨ ᠤᠯᠠᠨ ᠬᠡᠤᠬᠡᠳ ᠤ᠋ᠳ ᠢ᠋

ᠬᠤᠯᠠ ᠶ᠋ᠢᠨ ᠠᠶᠠᠨ ᠳ᠋ᠦ ᠴᠦᠷᠬᠡᠯᠡᠭᠦᠯᠥᠨ᠎ᠡ

ᠬᠡᠤᠬᠡᠳ ᠦᠯᠦᠭᠡᠢᠢᠳᠡᠭᠰᠡᠨ ᠡᠵᠢ ᠨᠤᠭᠦᠳ ᠦᠯᠢᠭᠡᠷ ᠢ᠋ᠶ᠋ᠡᠨ ᠮᠠᠷᠲᠠᠭ᠎ᠠ ᠦᠭᠡᠢ

ᠬᠦᠢᠲᠡᠨ ᠰᠢᠮᠠᠷᠭ᠎ᠠ ᠲᠠᠢ ᠰᠥᠨᠢ ᠪᠠᠷ ᠴᠦ ᠭᠠᠯ ᠢ᠋ᠶ᠋ᠡᠨ ᠲᠠᠷᠤᠭ᠎ᠠ ᠦᠭᠡᠢ

ᠬᠥᠬᠡ ᠮᠣᠩᠭᠤᠯ ᠤ᠋ᠨ ᠮᠢᠨᠢ ᠰᠣᠶᠤᠯ ᠪᠥᠬᠦᠬᠦ ᠶᠣᠰᠤ ᠦᠭᠡᠢ

ᠬᠥᠮᠦᠨ ᠵᠠᠶᠠᠭᠠᠲᠦ ᠣᠷᠴᠢᠯᠠᠩ ᠳ᠋ᠦ ᠨᠡᠷ᠎ᠡ ᠪᠠᠨ ᠲᠠᠭᠤᠳᠠᠭᠤᠯᠤᠨ᠎ᠠ

ᠰᠣᠶᠤᠯ ᠤ᠋ᠨ ᠨᠠᠷᠠᠨ ᠭᠡᠢᠢᠭᠦᠯᠦᠭᠰᠡᠨ

ᠬᠣᠩᠭᠤᠷ ᠮᠣᠩᠭᠤᠯ ᠰᠤᠷᠭᠠᠭᠤᠯᠢ ᠮᠢᠨᠢ

ᠭᠣᠪᠢ ᠶ᠋ᠢᠨ ᠤᠯᠠᠨ ᠬᠡᠤᠬᠡᠳ ᠤ᠋ᠳ ᠢ᠋

ᠬᠤᠯᠠ ᠶ᠋ᠢᠨ ᠠᠶᠠᠨ ᠳ᠋ᠦ ᠴᠦᠷᠬᠡᠯᠡᠭᠦᠯᠥᠨ᠎ᠡ

ᠪᠤᠭᠤᠷᠤᠯ ᠰᠠᠭᠤᠭᠰᠠᠨ ᠪᠠᠭᠰᠢ ᠶ᠋ᠢᠨ ᠬᠠᠢᠢᠷ᠎ᠠ ᠨᠢ ᠨᠢᠮᠭᠡᠷᠡᠭᠡ ᠦᠭᠡᠢ

ᠪᠤᠶᠠᠨ ᠢ᠋ᠶ᠋ᠡᠨ ᠡᠷᠭᠦᠭᠰᠡᠨ ᠲᠦᠮᠡᠨ ᠪ ᠬᠦᠰᠡᠯ ᠢ᠋ ᠨᠢ ᠣᠷᠬᠢᠭ᠎ᠠ ᠦᠭᠡᠢ

ᠪᠠᠷᠳᠠᠮ ᠮᠣᠩᠭᠤᠯ ᠤ᠋ᠨ ᠥᠪ ᠳᠤᠮᠳᠠᠷᠠᠬᠤ ᠶᠣᠰᠤ ᠦᠭᠡᠢ

ᠪᠢᠯᠢᠭᠦᠨ ᠨᠣᠮᠴᠢ ᠬᠥᠪᠡᠭᠦᠳ ᠨᠤᠲᠤᠭ ᠢ᠋ᠶ᠋ᠡᠨ ᠮᠠᠨᠳᠤᠭᠤᠯᠤᠨ᠎ᠠ

ᠰᠣᠶᠤᠯ ᠤ᠋ᠨ ᠨᠠᠷᠠᠨ ᠭᠡᠢᠢᠭᠦᠯᠦᠭᠰᠡᠨ

ᠬᠣᠩᠭᠤᠷ ᠮᠣᠩᠭᠤᠯ ᠰᠤᠷᠭᠠᠭᠤᠯᠢ ᠮᠢᠨᠢ

ᠭᠣᠪᠢ ᠶ᠋ᠢᠨ ᠤᠯᠠᠨ ᠬᠡᠤᠬᠡᠳ ᠤ᠋ᠳ ᠢ᠋

ᠬᠤᠯᠠ ᠶ᠋ᠢᠨ ᠠᠶᠠᠨ ᠳ᠋ᠦ ᠴᠦᠷᠬᠡᠯᠡᠭᠦᠯᠥᠨ᠎ᠡ

ᠰᠣᠶᠤᠯ ᠤ᠋ᠨ ᠨᠠᠷᠠᠨ ᠭᠡᠢᠢᠭᠦᠯᠦᠭᠰᠡᠨ

ᠬᠣᠩᠭᠤᠷ ᠮᠣᠩᠭᠤᠯ ᠰᠤᠷᠭᠠᠭᠤᠯᠢ ᠮᠢᠨᠢ

ᠭᠣᠪᠢ ᠶ᠋ᠢᠨ ᠤᠯᠠᠨ ᠬᠡᠤᠬᠡᠳ ᠤ᠋ᠳ ᠢ᠋

ᠬᠤᠯᠠ ᠶ᠋ᠢᠨ ᠠᠶᠠᠨ ᠳ᠋ᠦ ᠴᠦᠷᠬᠡᠯᠡᠭᠦᠯᠥᠨ᠎ᠡ

ᠬᠤᠯᠠ ᠶ᠋ᠢᠨ ᠠᠶᠠᠨ ᠳ᠋ᠦ ᠴᠦᠷᠬᠡᠯᠡᠭᠦᠯᠥᠨ᠎ᠡ

同歌手歌词