一天

乌日力嘎

ᠨᠠᠷᠠ ᠲᠠᠢ ᠪᠠᠰᠠ ᠪᠣᠷᠣᠭ᠎ᠠ ᠲᠠᠢ

ᠰᠣᠯᠣᠩᠭ᠎ᠠ ᠲᠠᠢ ᠪᠠᠰᠠ ᠪᠣᠯᠵᠣᠭ᠎ᠠ ᠲᠠᠢ

ᠪᠣᠯᠣᠷ ᠲᠤᠶᠠᠭ᠎ᠠ ᠪᠡᠷ ᠭᠢᠯᠪᠠᠭ᠎ᠠ ᠲᠠᠢ

ᠬᠠᠢᠷ᠎ᠠ ᠶ᠋ᠢᠨ ᠡᠨᠡ ᠡᠳᠦᠷ

ᠬᠠᠵᠠᠭᠤ ᠳ᠋ᠠᠭᠠᠨ ᠨᠢᠭᠡ ᠪᠦᠰᠡᠭᠦᠢ ᠲᠠᠢ

ᠬᠠᠯᠠᠭᠠᠰᠤᠨ ᠳ᠋ᠠᠭᠠᠨ ᠪᠢ ᠬᠡᠳᠡᠪᠴᠢ ᠦᠭᠡᠢ

ᠬᠠᠮᠲᠤ ᠶᠠᠪᠤᠭ᠎ᠠ ᠪᠦᠰᠡᠭᠦᠢ ᠳ᠋ᠡᠭᠡᠨ

ᠬᠠᠢᠷ᠎ᠠ ᠡᠴᠡ ᠥᠭᠡᠷ᠎ᠡ ᠪᠡᠯᠡᠭ ᠦᠭᠡᠢ

ᠵᠦᠭᠡᠷ ᠮᠢᠨᠦ ᠬᠠᠢᠷ᠎ᠠ ᠶ᠋ᠢᠨ ᠵᠦᠩ ᠰᠣᠪᠢᠩ ᠳ᠋ᠤ᠌ ᠢᠲᠡᠭᠡᠭᠰᠡᠨ

ᠵᠥᠭᠡᠯᠡᠨ ᠳᠥᠯᠭᠡᠬᠡᠨ ᠴᠢᠮ᠎ᠠ ᠳ᠋ᠠᠭᠠᠨ ᠪᠢ ᠬᠠᠢᠷᠠᠲᠠᠢ

ᠵᠥᠪᠬᠡᠨ ᠮᠢᠨᠦ ᠬᠠᠢᠷ᠎ᠠ ᠶ᠋ᠢᠨ ᠳᠠᠭᠤᠨ ᠳ᠋ᠤ᠌ ᠤᠶᠠᠷᠠᠭᠰᠠᠨ

ᠬᠦᠬᠡᠷᠦᠬᠦᠨ ᠳᠠᠷᠤᠤ ᠴᠢᠮ᠎ᠠ ᠳ᠋ᠠᠭᠠᠨ ᠪᠢ ᠬᠠᠢᠷᠠᠲᠠᠢ

ᠵᠢᠷᠭᠠᠯ ᠲᠠᠢ ᠪᠠᠰᠠ ᠬᠠᠭᠠᠴᠠᠯ ᠲᠠᠢ

ᠵᠢᠷᠦᠬᠡᠨ ᠳ᠋ᠡᠭᠡᠨ ᠪᠢ ᠨᠢᠯᠪᠤᠰᠤ ᠲᠠᠢ

ᠵᠡᠭᠦᠳᠦᠨ ᠳ᠋ᠤ᠌ ᠤᠴᠠᠷᠠᠬᠤ ᠪᠣᠯᠵᠣᠭ᠎ᠠ ᠲᠠᠢ

ᠬᠠᠢᠷ᠎ᠠ ᠳᠠᠷᠤᠭᠰᠠᠨ ᠡᠨᠡ ᠵᠡᠭᠦᠳᠦ

ᠵᠣᠭᠣᠰ ᠢ᠋ᠶ᠋ᠠᠷ ᠰᠣᠯᠢᠭᠰᠠᠨ ᠵᠠᠯᠠᠭᠤ ᠴᠢᠨᠢ

ᠨᠠᠳᠠ ᠡᠴᠡ ᠢᠯᠡᠭᠦᠦ ᠬᠠᠢᠷᠠᠯᠠᠭᠠᠰᠠᠢ

ᠨᠠᠮᠤᠷ ᠤ᠋ᠨ ᠪᠤᠴᠠᠬᠤ ᠱᠢᠪᠠᠭᠤ ᠱᠢᠭ᠋

ᠡᠷᠬᠡ ᠳᠤᠷ᠎ᠠ ᠪᠡᠷ ᠢ᠋ᠶ᠋ᠡᠨ ᠨᠢᠰ ᠳᠧ

ᠵᠦᠭᠡᠷ ᠮᠢᠨᠦ ᠬᠠᠢᠷ᠎ᠠ ᠶ᠋ᠢᠨ ᠵᠦᠩ ᠰᠣᠪᠢᠩ ᠳ᠋ᠤ᠌ ᠢᠲᠡᠭᠡᠭᠰᠡᠨ

ᠵᠥᠭᠡᠯᠡᠨ ᠳᠥᠯᠭᠡᠬᠡᠨ ᠴᠢᠮ᠎ᠠ ᠳ᠋ᠠᠭᠠᠨ ᠪᠢ ᠬᠠᠢᠷᠠᠲᠠᠢ

ᠵᠥᠪᠬᠡᠨ ᠮᠢᠨᠦ ᠬᠠᠢᠷ᠎ᠠ ᠶ᠋ᠢᠨ ᠳᠠᠭᠤᠨ ᠳ᠋ᠤ᠌ ᠤᠶᠠᠷᠠᠭᠰᠠᠨ

ᠬᠦᠬᠡᠷᠦᠬᠦᠨ ᠳᠠᠷᠤᠤ ᠴᠢ ᠮᠢᠨᠢ ᠪᠠᠶᠠᠷᠲᠠᠢ