Zuudnii Dagiin

TOP LINE

作词 : 无

作曲 : 无

ᠵᠡᠭᠦᠳᠦᠨ ᠦ ᠳᠠᠭᠢᠨᠢ

Top lineᠬᠠᠮᠲᠤᠯᠢᠭ

ᠵᠡᠭᠦᠷᠮᠡᠭᠯᠡᠬᠦ ᠬᠤᠨ ᠰᠢᠭ᠋ ᠲᠡᠷᠡ ᠨᠢᠭᠡᠨ ᠣᠷᠣᠢ

ᠵᠡᠭᠦᠳᠦᠨ ᠦ ᠳᠠᠭᠢᠨᠢ ᠰᠢᠭ᠋ ᠴᠢᠮ᠎ᠠ ᠲᠠᠢ ᠪᠢ ᠤᠴᠠᠷᠠᠭᠰᠠᠨ

ᠬᠠᠪᠤᠷ ᠤᠨ ᠪᠣᠷᠤᠭᠠᠨ ᠴᠡᠴᠡᠭ ᠡᠷᠬᠡᠯᠡᠭᠦᠯᠬᠦ ᠲᠡᠷᠡ ᠴᠠᠭ ᠢᠶᠠᠷ

ᠬᠠᠢᠷ᠎ᠠ ᠶᠢᠨ ᠪᠣᠷᠤᠭᠠᠨ ᠰᠣᠯᠤᠩᠭᠠᠷᠠᠨ ᠪᠠᠢᠭᠰᠠᠨ

ᠵᠡᠭᠦᠳᠦᠨ ᠦ ᠳᠠᠭᠢᠨᠢ ᠂ ᠵᠡᠭᠦᠳᠦᠨ ᠦ ᠳᠠᠭᠢᠨᠢ ᠮᠢᠨᠢ

ᠵᠢᠷᠦᠬᠡ ᠰᠢᠷᠬᠠᠯᠠᠭᠤᠯᠤᠨ ᠶᠠᠭᠤᠨ ᠳᠤ ᠣᠳᠪᠠ ᠳ᠋ᠧ

ᠮᠢᠩᠭᠠᠨ ᠡᠷᠡᠰ ᠦᠨ ᠰᠡᠳᠬᠢᠯ ᠢ ᠲᠠᠲᠠᠭᠴᠢ ᠪᠦᠰᠡᠭᠦᠢ ᠬᠦᠮᠦᠨ ᠴᠢ

ᠮᠠᠨᠳᠤᠬᠤ ᠨᠠᠷᠠ ᠰᠢᠭ᠋ ᠭᠠᠭᠴᠠᠬᠠᠨ ᠰᠢᠦ

ᠵᠡᠭᠦᠷᠮᠡᠭᠯᠡᠬᠦ ᠬᠤᠨ ᠰᠢᠭ᠋ ᠲᠡᠷᠡ ᠨᠢᠭᠡᠨ ᠣᠷᠣᠢ

ᠵᠡᠭᠦᠳᠦᠨ ᠦ ᠳᠠᠭᠢᠨᠢ ᠰᠢᠭ᠋ ᠴᠢ ᠮᠢᠨᠢ ᠶᠠᠪᠤᠴᠢᠬᠠᠭᠰᠠᠨ

ᠬᠠᠪᠤᠷ ᠤᠨ ᠪᠣᠷᠤᠭᠠᠨ ᠡᠭᠦᠯᠡ ᠬᠦᠯᠦᠭᠯᠡᠨ ᠨᠢᠭᠡᠨᠲᠡ ᠣᠳᠴᠤ

ᠬᠠᠢᠷ᠎ᠠ ᠶᠢᠨ ᠠᠶᠠᠯᠭᠤ ᠰᠠᠭᠠᠷᠠᠯᠲᠤᠵᠤ ᠪᠠᠢᠭᠰᠠᠨ

ᠵᠡᠭᠦᠷᠮᠡᠭᠯᠡᠬᠦ ᠬᠤᠨ ᠰᠢᠭ᠋ ᠲᠡᠷᠡ ᠨᠢᠭᠡᠨ ᠣᠷᠣᠢ

ᠵᠡᠭᠦᠳᠦᠨ ᠦ ᠳᠠᠭᠢᠨᠢ ᠰᠢᠭ᠋ ᠴᠢᠮ᠎ᠠ ᠲᠠᠢ ᠪᠢ ᠤᠴᠠᠷᠠᠭᠰᠠᠨ

ᠬᠠᠪᠤᠷ ᠤᠨ ᠪᠣᠷᠤᠭᠠᠨ ᠴᠡᠴᠡᠭ ᠡᠷᠬᠡᠯᠡᠭᠦᠯᠬᠦ ᠲᠡᠷᠡ ᠴᠠᠭ ᠢᠶᠠᠷ

ᠬᠠᠢᠷ᠎ᠠ ᠶᠢᠨ ᠪᠣᠷᠤᠭᠠᠨ ᠰᠣᠯᠤᠩᠭᠠᠷᠠᠨ ᠪᠠᠢᠭᠰᠠᠨ

ᠵᠡᠭᠦᠳᠦᠨ ᠦ ᠳᠠᠭᠢᠨᠢ ᠂ ᠵᠡᠭᠦᠳᠦᠨ ᠦ ᠳᠠᠭᠢᠨᠢ ᠮᠢᠨᠢ

ᠵᠢᠷᠦᠬᠡ ᠰᠢᠷᠬᠠᠯᠠᠭᠤᠯᠤᠨ ᠶᠠᠭᠤᠨ ᠳᠤ ᠣᠳᠪᠠ ᠳ᠋ᠧ

ᠮᠢᠩᠭᠠᠨ ᠡᠷᠡᠰ ᠦᠨ ᠰᠡᠳᠬᠢᠯ ᠢ ᠲᠠᠲᠠᠭᠴᠢ ᠪᠦᠰᠡᠭᠦᠢ ᠬᠦᠮᠦᠨ ᠴᠢ

ᠮᠠᠨᠳᠤᠬᠤ ᠨᠠᠷᠠ ᠰᠢᠭ᠋ ᠭᠠᠭᠴᠠᠬᠠᠨ ᠰᠢᠦ

ᠮᠦᠩᠭᠦᠨ ᠰᠠᠷᠠᠨ ᠰᠦᠨᠢ ᠶᠢ ᠭᠡᠷᠡᠯᠲᠦᠭᠦᠯᠵᠦ

ᠮᠦᠩᠬᠡᠲᠡ ᠴᠢᠮ᠎ᠠ ᠪᠠᠨ ᠬᠠᠢᠷᠠᠯᠠᠬᠤ ᠰᠠᠨ

ᠬᠠᠢᠷ᠎ᠠ ᠭᠡᠳᠡᠭ ᠢ ᠴᠢᠮ᠎ᠠ ᠠᠴᠠ ᠪᠠᠨ ᠠᠮᠰᠠᠭᠠᠳ

ᠬᠠᠢᠷᠠᠲᠠᠢ ᠭᠡᠳᠡᠭ ᠢᠶᠡᠨ ᠬᠡᠯᠡᠬᠦ ᠰᠠᠨ

同歌手歌词