Tsengelt Zaluus

Sahia

作词 : Uyunchimeg

作曲 : Burenbayar

ᠴᠡᠩᠭᠡᠯᠲᠤ ᠵᠠᠯᠠᠭᠤᠰ

ᠰᠢᠯᠦᠭ᠄ ᠤᠶᠤᠨᠴᠢᠮᠡᠭ

ᠠᠶᠠᠯᠭᠤ᠄ ᠪᠦᠷᠡᠨᠪᠠᠶᠠᠷ

ᠳᠠᠭᠤᠴᠢᠨ᠄ ᠰᠠᠬᠢᠶ᠎ᠠ

ᠬᠦᠷᠡᠩ ᠽᠠᠨᠳᠠᠨ ᠮᠤᠷᠢᠨ ᠳ᠋ᠤ ᠪᠡᠨ ᠮᠤᠷᠳᠠᠭᠠᠳ

ᠭᠠᠨᠵᠤᠭ᠎ᠠ ᠰᠠᠳᠠᠷᠠᠮ᠎ᠠ ᠰᠠᠶ᠋ᠢᠪᠤᠷᠯᠠᠭᠤᠯᠤᠨ᠎ᠠ ᠬᠦ᠋

ᠬᠦᠳᠡᠭᠡ ᠨᠤᠲᠤᠭ ᠵᠢᠠᠨ ᠪᠠᠬᠠᠷᠤᠨ ᠬᠠᠶ᠋ᠢᠷᠠᠯᠠᠭᠠᠳ

ᠬᠦᠰᠡᠯᠡᠩᠲᠤ ᠢᠷᠡᠭᠡᠳᠤᠢ ᠪᠡᠨ ᠳᠠᠭᠤᠯᠠᠵᠤ ᠶᠠᠪᠤᠨ᠎ᠠ

·

ᠬᠥᠭᠡᠷᠦᠬᠦᠨ ᠬᠠᠷ᠎ᠠ ᠮᠤᠷᠢᠨ ᠳ᠋ᠤ ᠪᠡᠨ ᠮᠣᠷᠳᠠᠭᠠᠳ

ᠵᠢᠯᠤᠭᠤ ᠰᠤᠩᠭᠠᠨ ᠨᠢᠰᠭᠡᠵᠤ ᠶᠠᠪᠤᠨ᠎ᠠ ᠬᠦ᠋

ᠬᠦᠭᠵᠢᠯ ᠵᠢᠷᠭᠠᠯ ᠵᠢᠠᠨ ᠴᠣᠭᠴᠠᠯᠠᠨ ᠬᠤᠶᠠᠭᠤᠯᠠ ᠪᠠᠨ

ᠵᠢᠷᠤᠮ ᠨᠠᠶ᠋ᠢᠷ ᠲᠠᠢ ᠴᠡᠩᠭᠡᠵᠤ ᠶᠠᠪᠤᠨ᠎ᠠ

ᠬᠦᠭᠵᠢᠯ ᠵᠢᠷᠭᠠᠯ ᠵᠢᠠᠨ ᠴᠣᠭᠴᠠᠯᠠᠨ ᠬᠤᠶᠠᠭᠤᠯᠠ ᠪᠠᠨ

ᠵᠢᠷᠤᠮ ᠨᠠᠶ᠋ᠢᠷ ᠲᠠᠢ ᠴᠡᠩᠭᠡᠵᠤ ᠶᠠᠪᠤᠨ᠎ᠠ

·

ᠪᠤᠭᠤᠨ ᠴᠤᠬᠤᠷ ᠮᠤᠷᠢᠨ ᠳ᠋ᠤ ᠪᠡᠨ ᠮᠣᠷᠳᠠᠭᠠᠳ

ᠵᠤᠤᠵᠠᠢ ᠬᠣᠯᠪᠣᠨ ᠬᠠᠯᠭᠢᠭᠤᠯᠵᠤ ᠶᠠᠪᠤᠨ᠎ᠠ ᠬᠦ᠋

ᠪᠤᠶᠠᠨ ᠵᠠᠶᠠᠭ᠎ᠠ ᠲᠡᠢ ᠠᠮᠢᠳᠤᠷᠠᠯ ᠵᠢᠠᠨ ᠬᠤᠯᠪᠤᠭᠠᠳ

ᠵᠤᠨ ᠪ ᠨᠠᠷᠠᠨ ᠰᠢᠭ ᠲᠤᠶᠠᠭᠠᠷᠠᠵᠤ ᠶᠠᠪᠤᠨ᠎ᠠ

ᠪᠤᠶᠠᠨ ᠵᠠᠶᠠᠭ᠎ᠠ ᠲᠡᠢ ᠠᠮᠢᠳᠤᠷᠠᠯ ᠵᠢᠠᠨ ᠬᠤᠯᠪᠤᠭᠠᠳ

ᠵᠤᠨ ᠪ ᠨᠠᠷᠠᠨ ᠰᠢᠭ ᠲᠤᠶᠠᠭᠠᠷᠠᠵᠤ ᠶᠠᠪᠤᠨ᠎ᠠ

ᠵᠤᠨ ᠪ ᠨᠠᠷᠠᠨ ᠰᠢᠭ ᠲᠤᠶᠠᠭᠠᠷᠠᠵᠤ ᠶᠠᠪᠤᠨ᠎ᠠ

同歌手歌词