新概念民歌

群星

新概念民歌- 词曲 -乌日根 -演唱 -代沁

ᠰᠢᠨ᠎ᠡ ᠬᠡᠮᠨᠡᠯ ᠦᠨ ᠠᠷᠠᠳ ᠤᠨ ᠳᠠᠭᠣᠣ

ᠳᠠᠭᠣᠴᠢᠨ ᠄ ᠳᠠᠶᠢᠴᠢᠨ

ᠪᠠᠷᠠᠭᠣᠨ ᠬᠣᠶᠢᠨ᠎ᠠ ᠠᠴᠠ ᠡᠭᠦᠯᠡ ᠨᠢ ᠭᠠᠷᠣᠯ᠎ᠠ ᠳ᠋ᠠ

ᠪᠠᠰᠠ ᠴᠤ ᠪᠣᠷᠣᠭᠠᠨ ᠣᠷᠣᠬᠣ ᠶᠤᠮ ᠪᠠ ᠬᠥ᠋

ᠪᠣᠳᠣᠯᠭᠠᠨ ᠳᠣᠳᠣᠷ᠎ᠠ ᠳ᠋ᠸᠩ ᠲᠣᠩ ᠲᠠᠢ ᠪᠠᠶᠢᠨ᠎ᠠ ᠳ᠋ᠡ

ᠪᠠᠭᠠᠬᠠᠨ ᠳᠠᠭᠣᠯᠠ ᠠᠴᠠ ᠰᠠᠯᠬᠤ ᠶᠤᠮ ᠪᠠ ᠬᠥ᠋

ᠵᠡᠭᠦᠨ ᠬᠣᠶᠢᠨ᠎ᠠ ᠠᠴᠠ ᠡᠭᠦᠯᠡ ᠨᠢ ᠭᠠᠷᠣᠯ᠎ᠠ ᠳ᠋ᠠ

ᠵᠦᠰᠡᠷ ᠪᠣᠷᠣᠭᠠᠨ ᠣᠷᠣᠬᠣ ᠶᠤᠮ ᠪᠠ ᠬᠥ᠋

ᠵᠢᠷᠦᠬᠡᠨ ᠦ ᠳᠣᠳᠣᠷ᠎ᠠ ᠳ᠋ᠸᠩ ᠲᠣᠩ ᠲᠠᠢ ᠪᠠᠶᠢᠨ᠎ᠡ ᠳ᠋ᠠ

ᠵᠦᠢᠲᠡᠢ ᠳᠠᠭᠣᠯᠠ ᠠᠴᠠ ᠰᠠᠯᠬᠣ ᠶᠤᠮ ᠪᠠ ᠬᠥ᠋

ᠵᠦᠢᠲᠡᠢ ᠳᠠᠭᠣᠯᠠ ᠠᠴᠠ ᠰᠠᠯᠬᠣ ᠶᠤᠮ ᠪᠠ ᠬᠥ᠋

ᠴᠠᠭᠠᠨ ᠰᠠᠭᠠᠷᠠᠯ ᠡᠯᠵᠢᠭᠡ ᠴᠢᠨᠢ ᠳ᠋ᠡ ᠴᠠᠭᠠᠰᠢ ᠪᠡᠨ ᠴᠢᠩᠭᠠᠨ᠎ᠠ

ᠴᠠᠭᠠᠬᠠᠨ ᠲᠦᠷᠦᠭᠰᠡᠨ ᠲᠠᠨᠬᠤᠸᠠᠷ ᠠᠩᠭ᠎ᠠ ᠵᠢᠷᠦᠬᠡ ᠶᠢ ᠴᠢᠩᠭᠠᠨ᠎ᠠ

ᠴᠠᠭᠠᠬᠠᠨ ᠲᠦᠷᠦᠭᠰᠡᠨ ᠲᠠᠨᠬᠤᠸᠠᠷ ᠠᠩᠭ᠎ᠠ ᠪᠠᠨ ᠰᠠᠨᠠᠵᠤ ᠯᠠ ᠪᠣᠳᠣᠭᠠᠳ ᠢᠷᠡᠪᠡᠯ ᠳ᠋ᠡ

ᠰᠠᠨᠠᠵᠤ ᠯᠠ ᠪᠠᠶᠢᠨᠤ ᠪᠣᠳᠣᠵᠣ ᠯᠠ ᠪᠠᠶᠢᠨᠤ ᠮᠡᠳᠡᠬᠦ ᠦᠬᠡᠢ ᠯᠢ ᠮᠠᠮᠠ ᠬᠦᠢ

ᠪᠣᠷᠣ ᠴᠤ ᠰᠠᠭᠠᠷᠠᠯ ᠡᠯᠵᠢᠭᠡ ᠴᠢᠨᠢ ᠳ᠋ᠡ ᠪᠣᠷᠣᠭᠣᠰᠢᠶᠡᠨ ᠴᠢᠩᠭᠠᠨ᠎ᠠ

ᠪᠣᠯᠣᠮᠠᠷ ᠲᠦᠷᠦᠭᠰᠡᠨ ᠲᠠᠨᠬᠤᠸᠠᠷ ᠠᠩᠭ᠎ᠠ ᠵᠢᠷᠦᠬᠡ ᠶᠢ ᠴᠢᠩᠭᠠᠨ᠎ᠠ

ᠪᠣᠯᠣᠮᠠᠷ ᠲᠦᠷᠦᠭᠰᠡᠨ ᠲᠠᠨᠬᠤᠸᠠᠷ ᠠᠩᠭ᠎ᠠ ᠪᠠᠨ ᠪᠣᠳᠣᠵᠤ ᠰᠠᠨᠠᠭᠠᠳ ᠢᠷᠡᠪᠡᠯ ᠳ᠋ᠡ

ᠪᠣᠰᠴᠣ ᠯᠠ ᠪᠠᠶᠢᠨᠤ ᠰᠠᠭᠣᠵᠤ ᠯᠠ ᠪᠠᠶᠢᠨᠤ ᠮᠡᠳᠡᠬᠦ ᠦᠬᠡᠢ ᠯᠢ ᠮᠠᠮᠠ ᠬᠦᠢ

ᠮᠠᠮᠠ ᠶᠢᠨ ᠰᠦᠮ᠎ᠡ ᠳ᠋ᠡᠬᠡᠨ ᠰᠠᠭᠣᠬᠣ ᠦᠬᠡᠢ ᠭᠡᠨ᠎ᠡ ᠶᠣᠣ ᠳ᠋ᠡ ᠯᠠᠮᠠ

ᠮᠠᠨᠢ ᠶᠢᠨ ᠡᠷᠳᠡᠨᠢ ᠨᠣᠮ ᠬᠦᠷᠢᠮ ᠢᠶᠡᠨ ᠣᠩᠰᠢᠬᠤ ᠦᠬᠡᠢ ᠭᠡᠨ᠎ᠡ ᠶᠣᠣ ᠳ᠋ᠡ ᠯᠠᠮᠠ

ᠮᠠᠨᠳᠣᠭᠣᠷ ᠲᠠᠨᠬᠣᠸᠠᠷ ᠲᠠᠢ ᠮᠠᠭᠣᠬᠠᠢ ᠶᠠᠪᠣᠳᠠᠯ ᠪᠠᠶᠢᠨ᠎ᠡ ᠭᠡᠨ᠎ᠡ ᠶᠣᠣ ︖

ᠮᠢᠬ᠎ᠠ ᠪᠣᠯᠣᠭᠠᠳ ᠠᠷᠠᠰᠣ ᠲᠠᠢ ᠴᠢᠨᠢ ᠬᠡᠯᠡᠯᠴᠡᠶ᠎ᠡ ᠳ᠋ᠦᠩᠭᠡᠷ ᠬᠦᠢ

ᠰᠦᠮ᠎ᠡ ᠪᠣᠯᠣᠭᠠᠳ ᠬᠡᠶᠢᠳ ᠳ᠋ᠡᠭᠡᠨ ᠰᠠᠭᠣᠬᠣ ᠦᠬᠡᠢ ᠭᠡᠨ᠎ᠡ ᠶᠣᠣ ᠳ᠋ᠡ ᠯᠠᠮᠠ

ᠰᠣᠳᠣᠷ ᠨᠣᠮ ᠢᠶᠠᠨ ᠣᠩᠰᠢᠬᠤ ᠦᠬᠡᠢ ᠭᠡᠨ᠎ᠡ ᠶᠣᠣ ᠳ᠋ᠡ ᠯᠠᠮᠠ

ᠰᠠᠶᠢᠬᠠᠨ ᠲᠦᠷᠦᠭᠰᠡᠨ ᠲᠠᠨᠬᠣᠸᠠᠷ ᠲᠠᠢ ᠰᠠᠮᠭᠣᠨ ᠶᠠᠪᠣᠳᠠᠯ ᠪᠠᠶᠢᠨ᠎ᠠ ᠭᠡᠨ᠎ᠡ ᠶᠣᠣ ︖

ᠰᠢᠷᠪᠣᠰᠣ ᠪᠣᠯᠣᠭᠠᠳ ᠮᠢᠬ᠎ᠠ ᠲᠠᠢ ᠴᠢᠨᠢ ᠬᠡᠯᠡᠯᠴᠡᠶ᠎ᠡ ᠳ᠋ᠦᠩᠭᠡᠷ ᠬᠦᠢ

ᠠᠩᠭ᠎ᠠ ᠪᠠᠭ᠎ᠠ ᠸᠠᠨ ᠯᠢ ᠭᠡᠳᠡᠭ ᠴᠢᠨᠢ ᠠᠮᠣᠷ ᠦᠬᠡᠢ ᠰᠦᠨᠡᠰᠦ ᠬᠦᠢ

ᠠᠭᠠᠷ ᠲᠡᠭᠷᠢ ᠶᠢᠨ ᠭᠣᠷᠪᠠᠨ ᠳᠠᠬᠢᠨᠢ ᠶᠢᠨ ᠨᠢᠭᠡ ᠨᠢ ᠭᠡᠨ᠎ᠡ ᠬᠦᠢ

ᠠᠩᠭ᠎ᠠ ᠪᠠᠭ᠎ᠠ ᠸᠠᠨ ᠯᠢ ᠬᠣᠸᠠᠷ ᠤᠨ ᠪᠣᠶᠠᠨᠬᠡᠰᠢᠭ ᠳ᠋ᠠ ᠯᠠᠮᠠ ᠴᠢᠨᠢ

ᠠᠭᠣᠢ ᠰᠦᠮ᠎ᠡ ᠶᠢᠨ ᠨᠠᠶᠠᠨ ᠨᠢᠭᠡᠨ ᠰᠢᠳᠦᠬᠡᠨ ᠦ ᠨᠢᠭᠡ ᠭᠡᠨ᠎ᠡ ᠬᠦᠢ

ᠦᠬᠢᠨ ᠪᠠᠭ᠎ᠠ ᠸᠠᠨ ᠯᠢ ᠭᠡᠳᠡᠭ ᠴᠢᠨᠢ ᠢᠷᠠᠭᠣ ᠦᠬᠡᠢ ᠰᠦᠨᠡᠰᠦ ᠬᠦᠢ

ᠡᠴᠢᠭᠡ ᠳᠡᠭᠷᠢ ᠶᠢᠨ ᠭᠣᠷᠪᠠᠨ ᠳᠠᠬᠢᠨᠢ ᠶᠢᠨ ᠨᠢᠭᠡ ᠨᠢ ᠭᠡᠨ᠎ᠡ ᠬᠦᠢ

ᠦᠬᠢᠨ ᠪᠠᠭ᠎ᠠ ᠸᠠᠨ ᠯᠢ ᠬᠣᠸᠠᠷ ᠤᠨ ᠪᠣᠶᠠᠨᠬᠡᠰᠢᠭ ᠳ᠋ᠠ ᠯᠠᠮᠠ ᠴᠢᠨᠢ

ᠦᠨᠳᠦᠷ ᠰᠦᠮ᠎ᠡ ᠶᠢᠨ ᠨᠠᠶᠠᠨ ᠨᠢᠭᠡᠨ ᠰᠢᠳᠣᠭᠡᠨ ᠤ ᠨᠢᠭᠡ ᠨᠢ ᠭᠡᠨ᠎ᠡ ᠬᠦᠢ

同歌手歌词